menu-iconlogo
huatong
huatong
avatar

Yavdag Humuus Zogsdog Gazar Hurne

Bada/Coldbluetrippyhuatong
biggdawg1huatong
بول
ریکارڈنگز
Lyricist : Bada/Coldbluetrippy

Composer : Bada/Coldbluetrippy

编曲 : Bada/Coldbluetrippy

歌手 : Bada x Tuvshin

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠠᠮᠢᠳᠤᠷᠠᠯ ᠣᠳᠣ ᠳᠣᠷᠤᠢ ᠪᠠᠶᠢᠳᠠᠭ ᠂ ᠮᠢᠨᠤ ᠠᠮᠢᠳᠤᠷᠠᠯ ᠶᠠᠳᠠᠭᠤ ᠳᠣᠷᠤᠢ

ᠬᠣᠷᠢᠨ ᠨᠠᠰᠤ ᠡᠴᠠ ᠡᠶᠢᠮᠦ ᠯᠠ ᠠᠮᠢᠳᠤᠷᠠᠯ ᠡᠴᠢᠬᠡ ᠡᠬᠡ ᠶ᠋ᠢᠨ ᠪᠤᠷᠤᠭᠤ ᠶ᠋ᠢ pass

ᠲᠡᠷᠭᠡ ᠤᠨᠤᠭ᠎ᠠ ᠨᠠᠳᠠ ᠳ᠋ᠤ ᠦᠭᠡᠢ ᠂ ᠲᠡᠩᠬᠡᠭᠡ ᠴᠢᠳᠠᠯ ᠨᠠᠳᠠ ᠳ᠋ᠤ ᠦᠭᠡᠢ

ᠲᠡᠩᠬᠡᠯᠡᠭᠦᠨ ᠰᠠᠶᠢᠬᠠᠨ ᠵᠦᠭᠡᠷ ᠬᠡᠥᠬᠡᠨ ᠢ ᠲᠡᠵᠢᠭᠡᠬᠦ ᠵᠣᠭᠤᠰ ᠨᠠᠳᠠ ᠳ᠋ᠤ ᠦᠭᠡᠢ

ᠶᠠᠳᠠᠭᠤ ᠲᠦᠷᠦᠭᠰᠡᠨ ᠨᠢ ᠰᠠᠶᠢᠬᠠᠨ ᠪᠠᠶᠢᠨ᠎ᠠ ᠂ ᠶᠠᠮᠠᠷ ᠰᠠᠶᠢᠬᠠᠨ ᠬᠣᠷᠸ᠎ᠠ ᠶᠢᠷᠲᠢᠨᠴᠦ

ᠵᠢᠷᠤᠭ᠎ᠠ ᠪᠦᠷᠲᠦᠯᠵᠡ ᠂ ᠬᠠᠲᠠᠭᠤ ᠪᠦᠳᠦᠷᠢ ᠂ ᠲᠠᠷᠢᠬᠢ ᠪᠠᠨ ᠰᠠᠵᠢᠭᠠᠳ ᠠᠬᠢᠨ ᠰᠡᠷᠭᠢ

ᠵᠢᠯᠤᠭ᠎ᠠ ᠲᠠᠰᠤᠷᠠ ᠂ ᠭᠠᠵᠠᠷ ᠪᠦᠮᠪᠦᠷᠢ ᠂ ᠭᠤᠷᠪᠠ ᠳᠦᠷᠪᠡ ᠶ᠋ᠢᠨ ᠠᠬᠢᠭᠠᠳ ᠵᠠᠯᠭ᠎ᠠ

ᠪᠤᠰᠤᠳ ᠡᠴᠠ ᠴᠢᠮ᠎ᠠ ᠶ᠋ᠢ ᠦᠵᠡᠨ ᠶᠠᠳᠠᠨ᠎ᠠ ᠂ ᠪᠠᠶᠠᠨ ᠨᠡᠶᠢᠭᠡᠮ ᠠᠯᠪᠠ ᠳᠠᠷᠤᠨ᠎ᠠ

ᠳᠡᠭᠡᠷ᠎ᠡ ᠨᠢ ᠴᠢᠮ᠎ᠠ ᠶ᠋ᠢ ᠳᠡᠭᠡᠷᠡᠯᠬᠢᠯᠡᠨ᠎ᠡ ᠂ ᠳᠠᠷᠤᠭ᠎ᠠ ᠨᠣᠶᠠᠨ ᠲᠠᠮᠠᠭ᠎ᠠ ᠳᠠᠷᠤᠨ᠎ᠠ

ᠡᠷᠡᠦ ᠲᠣᠩᠭᠤᠶᠢᠨ ᠮᠢᠨᠤ ᠠᠮᠢᠳᠤᠷᠠᠯ ᠂ ᠡᠷᠬᠡ ᠰᠦᠨᠡᠰᠦ ᠪᠡᠨ ᠪᠦᠭᠦᠳᠡ ᠶ᠋ᠢ ᠠᠯᠳᠠᠨ᠎ᠠ

ᠠᠯᠢᠪᠠ ᠪᠦᠬᠦᠨ ᠦ ᠲᠡᠭᠷᠢ ᠯᠦᠭᠡ ᠦᠯᠦᠨ ᠴᠢᠨ᠋ᠸ᠎ᠠ ᠲᠠᠢ ᠳᠠᠭᠠᠳᠬ᠎ᠠ

my life ᠶ᠋ᠢᠨ ᠲᠡᠭᠷᠢ ᠯᠦᠭᠡ ᠴᠡᠩᠬᠡᠷ ᠬᠥᠬᠡ ᠣᠭᠲᠠᠷᠭᠤᠢ

ᠲᠤᠰ ᠵᠢᠷᠦᠬᠡ ᠶ᠋ᠢᠨ ᠭᠡᠷᠡᠯ ᠯᠦᠭᠡ ᠨᠢᠭᠡ ᠯᠠ ᠵᠦᠭ ᠢᠶ᠋ᠡᠷ ᠬᠠᠨᠳᠤᠨ᠎ᠠ

ᠮᠠᠨᠳᠤᠬᠤ ᠨᠠᠷᠠᠨ ᠤ ᠢᠯᠴᠢ ᠨᠢ ᠯᠦᠭᠡ ᠬᠠᠯᠠᠭᠤᠨ ᠳᠤᠯᠠᠭᠠᠨ ᠰᠠᠨᠠᠭᠳᠠᠨ᠎ᠠ

ᠨᠠᠷᠠᠨ ᠤ ᠳᠣᠣᠷᠠᠬᠢ ᠬᠦᠮᠦᠰ ᠭᠡᠲᠡᠯ᠎ᠡ ᠬᠠᠯᠠᠭᠤᠨ ᠬᠦᠢᠲᠡᠨ ᠰᠣᠯᠢᠭᠳᠠᠨ᠎ᠠ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠳᠡᠭᠡᠭᠦᠷ ᠨᠢ ᠳᠡᠭᠦᠯᠢᠨ ᠨᠢᠰᠬᠦ ᠳ᠋ᠦ ᠲᠡᠳᠡ ᠳᠣᠣᠭᠤᠷ ᠨᠢ ᠬᠤᠴᠠᠨ᠎ᠠ

ᠲᠡᠳᠡᠨ ᠢ ᠪᠦᠭᠦᠳᠡ ᠶ᠋ᠢ ᠨᠢ ᠠᠷᠤ ᠳ᠋ᠤ ᠪᠠᠨ ᠬᠠᠶᠠᠨ᠎ᠠ

ᠲᠡᠭᠡᠬᠦ ᠪᠡᠷ ᠢᠶ᠋ᠡᠨ ᠪᠢ ᠡᠳᠦᠷ ᠰᠦᠨᠢ ᠦᠭᠡᠢ ᠵᠠᠮ ᠭᠦᠭᠡᠭᠡᠨ᠎ᠡ

ᠶᠠᠪᠤᠳᠠᠭ ᠬᠦᠮᠦᠨ ᠵᠣᠭᠰᠤᠳᠠᠭ ᠭᠠᠵᠠᠷ ᠬᠦᠷᠦᠨ᠎ᠡ

ᠳᠠᠪᠠᠭ᠎ᠠ ᠪᠦᠬᠦᠨ ᠢ ᠳᠠᠪᠠᠨ᠎ᠠ

ᠦᠨᠳᠦᠷ ᠲᠦ ᠨᠢ ᠭᠠᠷᠴᠤ ᠣᠷᠭᠢᠯ ᠳ᠋ᠤ ᠨᠢ ᠬᠦᠷᠴᠦ

ᠰᠡᠳᠭᠢᠯ ᠰᠠᠨᠠᠭ᠎ᠠ ᠬᠠᠨᠠᠨ᠎ᠠ

ᠠᠬ᠎ᠠ ᠨᠢ ᠰᠡᠳᠭᠢᠯ ᠰᠠᠨᠠᠭ᠎ᠠ ᠬᠠᠨᠠᠨ᠎ᠠ

ᠬᠦᠮᠦᠰ ᠠᠲᠠᠨ᠎ᠠ ᠂ ᠳᠡᠭᠡᠷ᠎ᠡ ᠨᠢ ᠬᠣᠷᠤᠰᠤᠨ᠎ᠠ

ᠠᠲᠠᠭ᠎ᠠ ᠵᠦᠲᠡᠭᠡ ᠬᠦᠮᠦᠨ ᠦ ᠨᠢᠭᠤᠷ ᠲᠠᠢ ᠴᠢᠳᠬᠦᠷ ᠳᠤᠮᠳᠠ ᠪᠠᠨ ᠬᠣᠣᠷᠯᠠᠨ᠎ᠠ

ᠡᠷᠭᠢᠨ ᠲᠣᠭᠤᠷᠢᠨ ᠳᠦᠷᠪᠡᠯᠵᠢᠨ ᠂ ᠪᠠᠴᠢᠮᠳᠠᠨ᠎ᠠ ᠠᠮᠢᠰᠬᠤᠭ᠎ᠠ ᠴᠢᠬᠤᠯᠳᠠᠨ᠎ᠠ

ᠬᠢᠵᠠᠭᠠᠷ ᠦᠭᠡᠢ ᠶᠢᠷᠲᠢᠨᠴᠦ ᠭᠡᠯ᠎ᠡ ᠬᠢᠵᠠᠭᠠᠷᠯᠠᠭᠳᠠᠨ᠎ᠠ

ᠦᠪᠡᠷ ᠦᠨ ᠪᠡᠶ᠎ᠡ ᠳ᠋ᠦ ᠪᠡᠨ

ᠬᠠᠷᠠᠩᠭᠤᠢ ᠨᠦᠬᠡᠨ ᠳ᠋ᠦ ᠤᠨᠠᠭᠠᠳ ᠬᠠᠮ ᠤᠳ ᠲᠠᠢ ᠬᠤᠳᠬᠤᠷᠠᠨ᠎ᠠ

ᠴᠠᠭᠠᠨ ᠤᠲᠤᠭ᠎ᠠ ᠳᠦᠭᠦᠷᠡᠨ᠎ᠡ

ᠬᠣᠲᠠ ᠳᠦᠭᠦᠷᠡᠨ᠎ᠡ ᠂ ᠳᠤᠮᠳᠠᠭᠤᠷ ᠨᠢ ᠳᠤᠲᠠᠭᠤ ᠬᠦᠮᠦᠰ ᠦᠨ ᠳᠤᠮᠳᠠᠭᠤᠷ ᠨᠢ ᠲᠦᠭᠡᠷᠡᠨ᠎ᠡ

ᠮᠦᠩᠭᠦ ᠲᠠᠢ ᠭᠡᠵᠦ ᠬᠤᠴᠠᠳᠠᠭ ᠲᠤ ᠨᠢ ᠣᠭ ᠡᠴᠠ ᠪᠠᠨ ᠳᠤᠷ᠎ᠠ ᠦᠭᠡᠢ

ᠲᠡᠳᠡᠨ ᠦ ᠤᠬᠠᠭᠠᠨ ᠪᠣᠳᠤᠯ ᠨᠢ ᠤᠭ ᠡᠴᠠ ᠪᠠᠨ ᠶᠠᠳᠠᠭᠤ

ᠬᠣᠪ ᠬᠣᠭᠤᠰᠤᠨ ᠮᠦᠷᠲᠡᠭᠡᠨ ᠬᠡᠥᠬᠡᠳ ᠢᠶ᠋ᠡᠷ ᠢᠶ᠋ᠡᠨ ᠪᠠᠶᠢᠵᠤ ᠪᠠᠶᠢᠭᠠᠳ

gangsta ᠰᠢᠭ᠋ ᠬᠠᠷᠠᠭᠳᠠᠬᠤ ᠭᠡᠵᠦ ᠳᠤᠷ᠎ᠠ ᠪᠠᠷ ᠢᠶᠡᠨ ᠰᠢᠭᠠᠭᠰᠠᠨ ᠪᠢᠵᠡ

ᠡᠨᠳᠡ ᠲᠡᠨᠳᠡ ᠡᠴᠠ ᠬᠤᠯᠠᠭᠠᠶᠢᠯᠠᠳᠠᠭ ᠲᠡᠭᠦᠳᠡᠭ **** boys ᠦ᠋ᠳ ᠢ

ᠬᠢᠫ ᠬᠣᠫ ᠤᠨ ᠰᠠᠶᠢᠳ ᠤᠨ ᠬᠤᠷᠠᠯ ᠡᠴᠠ ᠪᠦᠭᠦᠳᠡ ᠶ᠋ᠢ ᠨᠢ ᠬᠠᠷ᠎ᠠ ᠱᠣᠷᠤᠩ ᠳ᠋ᠤ ᠬᠢ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠬᠥᠬᠡ ᠲᠡᠭᠷᠢ ᠳ᠋ᠡᠬᠡᠨ ᠳᠠᠭᠠᠳᠬᠠᠨ᠎ᠠ ᠂ ᠪᠢ ᠪᠣᠯ ᠬᠦᠯᠦᠨ ᠪᠦᠢᠷ ᠦᠨ ᠴᠡᠷᠢᠭ

ᠬᠦᠷᠦᠰᠦ ᠰᠢᠷᠣᠢ ᠡᠴᠠ ᠴᠢᠰᠤᠨ ᠳ᠋ᠤ ᠬᠦᠷᠲᠡᠯ᠎ᠡ ᠬᠠᠷᠮᠠᠨ ᠬᠣᠭᠤᠰᠤᠨ ᠵᠣᠷᠢᠭ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

ᠶᠠᠳᠠᠷᠠᠵᠤ ᠪᠠᠶᠢᠭ᠎ᠠ ᠬᠦᠮᠦᠰ ᠭᠡᠰᠡᠨ ᠴᠤ ᠶᠠᠪᠤᠭᠠᠨ ᠳ᠋ᠤ ᠪᠠᠨ ᠰᠡᠷᠡᠨ᠎ᠡ

Bada/Coldbluetrippy کے مزید گانے

تمام دیکھیںlogo

یہ بھی پسند آسکتا ہے